ᠪᠣᠯ ᠮᠣᠩᠭᠤᠯᠴᠤᠳ ᠤᠨ ᠡᠭᠦᠳᠦᠨ | ᠪᠦᠲᠦᠭᠡᠭᠰᠡᠨ ᠨᠢᠭᠡ ᠵᠦᠢᠯ ᠤᠨ | ᠭᠠᠶᠢᠬᠠᠮᠰᠢᠭᠲᠤ ᠳᠠᠭᠤᠤ ᠶᠢᠨ ᠤᠷᠠᠯᠢᠭ ᠶᠤᠮ᠃ | ᠨᠢᠭᠡ ᠳᠠᠭᠤᠴᠢᠨ ᠵᠥᠪᠬᠡᠨ ᠥᠪᠡᠷ ᠤᠨ ᠳᠠᠭᠤ | ᠡᠭᠦᠰᠬᠡᠬᠦ ᠡᠷᠬᠡᠲᠡᠨ ᠢᠶᠠᠷ ᠢᠶᠠᠨ | ᠠᠳᠠᠯᠢᠬᠠᠨ ᠴᠠᠭ ᠲᠤ ᠬᠤᠶᠠᠷ ᠲᠠᠭᠤᠨ ᠤ | ᠬᠡᠰᠡᠭ ᠢ ᠳᠠᠭᠤᠯᠠᠳᠠᠭ᠃ ᠬᠦᠮᠡᠢ ᠶᠢᠨ | ᠳᠠᠭᠤᠨ ᠤ ᠬᠡᠰᠡᠭ ᠤᠨ ᠬᠠᠷᠢᠴᠠᠭᠠᠨ ᠤ | ᠦᠨᠳᠦᠰᠦᠨ ᠪᠦᠲᠦᠴᠡ ᠨᠢ ᠦᠷᠭᠦᠯᠵᠢᠯᠡᠭᠰᠡᠨ ᠨᠠᠮ | ᠠᠶᠠᠰ ᠪᠠ ᠲᠡᠭᠦᠨ ᠤ ᠳᠡᠭᠡᠷᠡᠬᠢ ᠤᠷᠤᠰᠤᠮ᠎ᠠ | ᠠᠶᠢᠵᠠᠮ ᠤᠨ ᠤᠶᠠᠯᠳᠤᠯ ᠪᠣᠯᠣᠨ᠎ᠠ᠃ ᠡᠭᠦᠨ ᠢ | ᠪᠠᠰᠠ ︽ᠨᠠᠷᠭᠢᠮᠠᠯ ᠬᠦᠮᠡᠢ︾᠂ ︽ᠲᠤᠷᠭᠢᠮᠠᠯ | ᠬᠦᠮᠡᠢ︾᠂ ︽ᠨᠡᠶᠢᠯᠡᠮᠡᠯ ᠬᠦᠮᠡᠢ︾ ᠭᠡᠬᠦ | ᠵᠡᠷᠭᠡ ᠪᠠᠷ ᠬᠤᠪᠢᠶᠠᠳᠠᠭ᠃ ᠳᠤᠮᠳᠠᠳᠤ | ᠤᠯᠤᠰ ᠤᠨ ᠡᠯ᠎ᠡ ᠦᠨᠳᠦᠰᠦᠲᠡᠨ ᠤ ᠠᠷᠠᠳ ᠤᠨ | ᠳᠠᠭᠤᠤ ᠳᠤ ᠬᠤᠣᠰ ᠦᠭᠡᠢ᠃ ᠬᠦᠮᠠᠢ ᠭᠤᠣᠯᠳᠠᠭᠤ | ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠰᠢᠯᠢ ᠶᠢᠨ ᠭᠤᠣᠯ᠂ ᠬᠥᠯᠥᠨ ᠪᠤᠶᠢᠷ ᠤᠨ | ᠲᠠᠯ᠎ᠠ ᠨᠤᠲᠤᠭ ᠵᠢᠴᠢ ᠬᠥᠬᠡᠬᠤᠲᠠ ᠵᠡᠷᠭᠡ | ᠭᠠᠵᠠᠷ ᠣᠷᠣᠨ ᠢᠶᠠᠷ ᠲᠠᠷᠬᠠᠵᠤ᠂ | ᠰᠢᠨᠵᠢᠶᠠᠩ ᠤᠨ ᠥᠪᠡᠷᠲᠡᠭᠡᠨ ᠵᠠᠰᠠᠬᠤ ᠣᠷᠣᠨ ᠤ | ᠠᠯᠲᠠᠢ ᠠᠭᠤᠯᠠ ᠣᠷᠴᠢᠮ ᠤᠨ ᠮᠣᠩᠭᠤᠯ | ᠦᠨᠳᠦᠰᠦᠲᠡᠨ ᠤ ᠰᠠᠭᠤᠭ᠎ᠠ ᠭᠠᠵᠠᠷ ᠵᠢᠴᠢ | ᠮᠣᠩᠭᠤᠯ᠂ ᠤᠷᠤᠰ ᠤᠨ ᠲᠦᠸᠠ ᠣᠷᠣᠨ ᠳᠤ ᠴᠤ | ᠡᠶᠢᠮᠦᠷᠬᠦᠦ ᠳᠠᠭᠤᠯᠠᠬᠤ ᠠᠷᠭ᠎ᠠ ᠶᠢ ᠣᠯᠵᠤ | ᠰᠣᠨᠣᠰᠳᠠᠭ᠃ ᠮᠠᠭᠠᠳᠯᠠᠯ ᠢ ᠦᠨᠲᠦᠰᠦᠯᠡᠪᠡᠯ᠂ | ᠬᠦᠮᠡᠢ ᠶᠢᠨ ᠲᠡᠦᠬᠡ ᠶᠢᠨ ᠡᠬᠢ ᠰᠤᠷᠪᠤᠯᠵᠢ ᠶᠢ | ᠾᠦᠩᠨᠦ ᠶᠢᠨ ᠦᠶ᠎ᠡ ᠶᠠᠲᠠᠬᠤ ᠳᠤ ᠮᠣᠩᠭᠤᠯ | ᠦᠨᠳᠦᠰᠦᠲᠡᠨ ᠪᠤᠶ ᠪᠣᠯᠬᠤ ᠶᠢᠨ ᠨᠠᠭᠠᠨ᠎ᠠ | ᠴᠠᠭᠠᠨ᠎ᠠ ᠬᠦᠷᠲᠡᠯ᠎ᠡ ᠮᠦᠷᠲᠡᠵᠦ ᠪᠤᠯᠤᠨ᠎ᠠ᠃ | ᠨᠢᠭᠡ ᠵᠦᠢᠯ ᠤᠨ ᠣᠨᠴᠠᠭᠠᠶ ᠠᠷᠠᠳ ᠤᠨ | ᠳᠠᠭᠤᠤ ᠶᠢᠨ ᠬᠡᠯᠪᠡᠷᠢ ᠪᠣᠯᠤᠭᠰᠠᠨ ᠤ | ᠬᠤᠪᠢ ᠳᠤ᠂ ᠬᠦᠮᠠᠢ ᠪᠣᠯ ᠮᠣᠩᠭᠤᠯ | ᠦᠨᠳᠦᠰᠦᠲᠡᠨ ᠤ ᠰᠢᠯᠭᠠᠷᠠᠭᠰᠠᠨ ᠡᠭᠦᠳᠦᠯᠲᠡ | ᠪᠣᠯᠬᠤ ᠶᠤᠮ᠃ ᠲᠡᠷᠡ ᠨᠢ ᠮᠣᠩᠭᠤᠯ | ᠦᠨᠳᠦᠰᠦᠲᠡᠨ ᠤ ᠠᠷᠠᠳ ᠲᠦᠮᠡᠨ ᠤ | ᠪᠠᠶᠢᠭᠠᠯᠢ ᠶᠢᠨ ᠣᠷᠴᠢᠯᠠᠩ ᠪᠠ ᠳᠡᠯᠡᠬᠡᠢ ᠶᠢᠨ | ᠲᠦᠮᠡᠨ ᠪᠣᠳᠠᠰ ᠤᠨ ᠭᠦᠨ ᠲᠠᠪᠬᠤᠷᠭ᠎ᠠ ᠶᠢᠨ | ᠲᠤᠬᠠᠢ ᠭᠦᠨ ᠤᠬᠠᠭᠠᠨ ᠤ ᠪᠣᠳᠣᠯᠬᠢᠯᠠᠯ ᠪᠠ | ᠣᠶᠢᠯᠠᠭᠠᠯᠲᠠ ᠶᠢ ᠤᠯᠠᠮᠵᠢᠯᠠᠵᠤ᠂ ᠮᠣᠩᠭᠤᠯ | ᠦᠨᠳᠦᠰᠦᠲᠡᠨ ᠤ ᠡᠶ᠎ᠡ ᠵᠣᠬᠢᠴᠠᠯ ᠲᠠᠢ ᠣᠷᠣᠰᠢᠨ | ᠲᠣᠭᠲᠠᠨᠢᠵᠤ ᠬᠥᠭᠵᠢᠬᠦ ᠶᠢ ᠬᠥᠭᠡᠭᠡᠴᠡᠯᠳᠦᠬᠦ | ᠣᠶᠢᠯᠠᠭᠠᠭᠳᠠᠬᠤᠨ ᠪᠠ ᠡᠷᠡᠭᠦᠯ ᠥᠭᠡᠳᠡᠷᠬᠡᠭ | ᠭᠤᠸ᠎ᠠ ᠲᠠᠭᠠᠰᠢᠶᠠᠯ ᠤᠨ ᠳᠤᠷ᠎ᠠ ᠰᠣᠨᠢᠷᠬᠠᠯ ᠢ | ᠢᠯᠡᠳᠬᠡᠵᠡᠢ᠃ ᠬᠦᠮᠠᠢ ᠪᠣᠯ ᠮᠣᠩᠭᠤᠯ | ᠦᠨᠳᠦᠰᠦᠲᠡᠨ ᠤ ᠬᠠᠮᠤᠭ ᠡᠷᠲᠡᠨ ᠤ ᠤᠷᠠᠯᠢᠭ ᠤᠨ | ᠬᠡᠯᠪᠡᠷᠢ ᠶᠢᠨ ᠨᠢᠭᠡ ᠮᠥᠨ᠂ ᠲᠡᠷᠡ ᠨᠢ ᠪᠠᠯᠠᠷ | ᠡᠷᠲᠡᠨ ᠤ ᠳᠠᠭᠤᠤ ᠶᠢᠨ ᠵᠠᠷᠢᠮ ᠡᠯᠧᠮᠧᠨ᠋ᠲ ᠢ | ᠨᠡᠩ ᠢᠯᠡᠭᠦᠦ ᠬᠠᠳᠠᠭᠠᠯᠠᠵᠤ᠂ ᠦᠨᠳᠦᠰᠦᠲᠡᠨ ᠤ | ᠤᠢ ᠴᠡᠭᠡᠵᠢᠨ ᠤ ᠭᠦᠨ ᠠᠴᠠ ᠢᠷᠡᠭᠰᠡᠨ ᠥᠨᠢ | ᠤᠳᠠᠭᠠᠨ ᠤ ᠴᠤᠤᠷᠢᠶ᠎ᠠ ᠶᠤᠮ᠂ ᠮᠣᠩᠭᠤᠯ | ᠦᠨᠳᠦᠰᠦᠲᠡᠨ ᠤ ᠲᠡᠦᠬᠡ᠂ ᠰᠣᠶᠣᠯ ᠲᠠᠢ ᠨᠢᠭᠲᠠ | ᠬᠤᠯᠪᠣᠭ᠎ᠠ ᠲᠠᠢ ᠪᠦᠭᠡᠳ ᠬᠥᠮᠥᠨ | ᠲᠥᠷᠥᠯᠬᠢᠲᠡᠨ ᠤ ᠰᠤᠳᠤᠯᠤᠯ᠂ ᠦᠨᠳᠦᠰᠦᠲᠡᠨ ᠤ | ᠰᠤᠳᠤᠯᠤᠯ᠂ ᠵᠠᠩ ᠦᠢᠯᠡ ᠶᠢᠨ ᠰᠤᠳᠤᠯᠤᠯ ᠳᠤ ᠪᠦᠷ | ᠴᠢᠬᠤᠯᠠ ᠠᠴᠢ ᠬᠤᠯᠪᠣᠭᠳᠠᠯ ᠲᠠᠢ ᠶᠤᠮ᠃ | ︽ᠬᠦᠮᠡᠢ︾ ᠭᠡᠬᠦ ᠡᠨᠡ ᠬᠦ ᠭᠠᠶᠢᠬᠠᠮᠰᠢᠭᠲᠤ | ᠰᠠᠶᠢᠬᠠᠨ ᠳᠠᠭᠤᠯᠠᠬᠤ ᠤᠷᠠᠯᠢᠭ ᠢ ᠠᠪᠤᠷᠠᠨ | ᠬᠠᠮᠠᠭᠠᠯᠠᠵᠤ᠂ ᠲᠡᠭᠦᠨ ᠢ ᠮᠥᠬᠦᠯ ᠤᠨ | ᠠᠶᠤᠯ ᠠᠴᠠ ᠵᠠᠶᠢᠯᠠᠭᠤᠯᠬᠤ ᠶᠠᠪᠤᠳᠠᠯ ᠪᠣᠯ | ᠨᠢᠭᠡᠨ ᠴᠢᠬᠤᠯᠠ ᠮᠥᠷᠲᠡᠭᠡᠨ ᠪᠠᠴᠢᠮ ᠡᠭᠦᠷᠭᠡ | ᠪᠣᠯᠬᠤ ᠶᠤᠮ᠃ | | | | | |