ᠲᠦᠷᠦᠬᠦᠭᠡᠨ ᠲᠤᠮᠳᠠᠳᠤ ᠤᠯᠤᠰ ᠤᠨ ᠲᠡᠮᠦᠷ ᠵᠠᠮ ᠤᠨ ᠶᠡᠷᠦᠩᠭᠡᠢ ᠺᠤᠮᠫᠠᠨᠢ ᠶᠢᠨ ᠨᠠᠮ ᠤᠨ ᠤᠳᠤᠷᠢᠳᠬᠤ | ᠲᠤᠭᠤᠢᠢᠯᠠᠩ ᠤᠨ ᠱᠦᠵᠢ᠂ ᠶᠡᠷᠦᠩᠭᠡᠢ ᠲᠠᠭᠠᠭᠠᠮᠠᠯ ᠯᠤ᠋ ᠳ᠋ᠦᠡᠭ ᠹᠦ᠋᠂ ᠡᠯᠧᠺᠳ᠋ᠷᠤᠨ ᠪᠢᠯᠧᠲ ᠢ ᠲᠠᠷᠠᠭ᠎ᠠ ᠵᠢᠯ ᠠᠴᠠ | ᠪᠦᠬᠦ ᠤᠯᠤᠰ ᠲᠤ ᠲᠦᠭᠡᠮᠡᠯᠵᠢᠬᠦᠯᠦᠨᠠ ᠬᠡᠪᠡ᠃ | ᠲᠤᠬᠠᠢ ᠶᠢᠨ ᠦᠶ᠎ᠠ ᠳᠤ ᠠᠶᠠᠨᠴᠢᠳ ᠭᠠᠷ ᠤᠳᠠᠰᠤ ᠪᠤᠶᠤ ᠪᠡᠶ᠎ᠠ ᠶᠢᠨ ᠦᠨᠡᠮᠯᠡᠯ ᠢᠶᠠᠷ ᠰᠢᠭᠤᠳ | ᠦᠷᠳᠡᠭᠡᠨ ᠳᠤ ᠤᠷᠤᠵᠤ ᠭᠠᠯᠳᠤ ᠲᠡᠷᠭᠡᠨ ᠳᠤ ᠰᠠᠭᠤᠵᠤ ᠪᠤᠯᠤᠨ᠎ᠠ᠃ ᠭᠠᠯᠳᠤ ᠲᠡᠷᠭᠡᠨ ᠳᠤ ᠰᠠᠭᠤᠬᠤ ᠶᠢᠨ ᠡᠮᠤᠨ᠎ᠠ | ᠲᠤᠰᠬᠠᠢ ᠪᠢᠯᠧᠲ ᠰᠤᠯᠢᠬᠤ ᠬᠡᠷᠡᠭ ᠦᠭᠡᠢ ᠪᠤᠯᠵᠠᠢ᠃ | ᠰᠦᠯᠵᠢᠶ᠎ᠠ ᠪᠠᠷ ᠲᠠᠮᠵᠢᠨ ᠡᠯᠧᠺᠳ᠋ᠷᠤᠨ ᠭᠠᠯᠳᠤ ᠲᠡᠷᠭᠡᠨ ᠤ ᠪᠢᠯᠧᠲ ᠢ ᠬᠤᠳᠠᠯᠳᠤᠨ ᠠᠪᠤᠭᠰᠠᠨ ᠤ ᠲᠠᠷᠠᠭ᠎ᠠ | ᠴᠠᠭᠠᠰᠤᠨ ᠪᠢᠯᠧᠲ ᠰᠤᠯᠢᠨ ᠠᠪᠬᠤ ᠬᠡᠷᠡᠭ ᠦᠭᠡᠢ ᠪᠠᠷ ᠪᠡᠶ᠎ᠠ ᠶᠢᠨ ᠦᠨᠡᠮᠯᠡᠯ ᠵᠡᠷᠭᠡ ᠬᠦᠴᠦᠨ ᠲᠠᠢ ᠦᠨᠡᠮᠯᠡᠯ ᠢᠶᠠᠷ | ᠲᠡᠮᠵᠢᠨ ᠭᠠᠯᠳᠤ ᠲᠡᠷᠭᠡᠨ ᠳᠤ ᠰᠠᠭᠤᠵᠤ ᠪᠤᠯᠤᠨ᠎ᠠ᠃ | ᠤᠳᠤᠬᠠᠨ ᠳᠤ ᠪᠡᠭᠡᠵᠢᠩ᠂ ᠱᠠᠩᠬᠠᠢ᠂ ᠱᠧᠨᠵᠧᠨ ᠵᠢᠴᠢ ᠤᠯᠤᠰ ᠤᠨ ᠲᠤᠳᠤᠭᠠᠳᠤᠬᠢ ᠭᠤᠤᠯ ᠪᠤᠯᠬᠤ | ᠬᠤᠶᠠᠳᠤᠭᠠᠷ ᠲᠡᠰ ᠤᠨ ᠬᠤᠳᠠ ᠶᠢᠨ ᠬᠤᠭᠤᠷᠤᠨᠳᠤᠬᠢ ᠲᠦᠷᠭᠡᠨ ᠤ ᠭᠠᠯᠳᠤ ᠲᠡᠷᠭᠡᠨ ᠳᠤ ᠪᠡᠶ᠎ᠠ ᠶᠢᠨ ᠦᠨᠡᠮᠯᠡᠯ ᠢᠶᠠᠷ | ᠦᠷᠳᠡᠭᠡᠨ ᠳᠤ ᠤᠷᠤᠵᠤ ᠭᠠᠯᠳᠤ ᠲᠡᠷᠭᠡᠨ ᠳᠤ ᠰᠠᠭᠤᠬᠤ ᠶᠢ ᠦᠨᠳᠤᠰᠤᠨ ᠳᠤ ᠪᠠᠨ ᠪᠡᠶᠡᠯᠡᠬᠦᠯᠪᠡ᠃ | ᠵᠠᠷᠢᠮ ᠭᠠᠯᠳᠤ ᠲᠡᠷᠭᠡᠨ ᠳᠤ ᠶᠠᠭᠠᠬᠢᠭᠠᠳ ᠡᠯᠧᠺᠳ᠋ᠷᠤᠨ ᠪᠢᠯᠧᠲ ᠬᠡᠷᠡᠭᠯᠡᠵᠤ ᠪᠤᠯᠬᠤ ᠦᠭᠡᠢ ᠪᠤᠢ︖ | ᠲᠡᠮᠦᠷ ᠵᠠᠮ ᠤᠨ ᠬᠠᠮᠢᠶ᠎ᠠ ᠪᠦᠬᠦᠢ ᠬᠠᠷᠢᠭᠤᠴᠠᠯᠭᠠᠳᠠᠨ ᠤ ᠲᠠᠨᠢᠯᠴᠠᠭᠤᠯᠤᠭᠰᠠᠨ ᠢᠶᠠᠷ᠄ | ᠨᠢᠭᠡ ᠳᠤ ᠭᠠᠯᠳᠤ ᠲᠡᠷᠭᠡᠨ ᠤ ᠦᠷᠳᠡᠭᠡᠨ ᠳᠤ ᠪᠡᠶ᠎ᠠ ᠶᠢᠨ ᠦᠨᠡᠮᠯᠡᠯ ᠢ ᠰᠢᠯᠭᠠᠨ ᠪᠠᠶᠢᠴᠠᠭᠠᠬᠤ ᠠᠦ᠋ᠲ᠋ᠣ᠋ ᠮᠠᠰᠢᠨ | ᠪᠠᠶᠢᠬᠤ ᠦᠭᠡᠢ︔ | ᠬᠤᠶᠠᠷ ᠲᠤ ᠭᠠᠯᠳᠤ ᠲᠡᠷᠭᠡᠨ ᠲᠡᠭᠡᠷ᠎ᠠ ᠪᠡᠶ᠎ᠠ ᠶᠢᠨ ᠦᠨᠡᠮᠯᠡᠯ ᠢ ᠰᠢᠯᠭᠠᠨ ᠪᠠᠶᠢᠴᠠᠭᠠᠬᠤ ᠲᠦᠬᠦᠬᠡᠷᠦᠮᠵᠢ | ᠲᠤᠬᠢᠷᠠᠭᠤᠯᠤᠭᠰᠠᠨ ᠦᠭᠡᠢ ᠲᠤᠯᠠ ᠭᠠᠯᠳᠤ ᠲᠡᠷᠭᠡᠨ ᠤ ᠠᠶᠠᠯᠠᠯ ᠤᠨ ᠲᠤᠮᠳᠠ ᠪᠢᠯᠧᠲ ᠪᠠᠶᠢᠴᠠᠭᠠᠬᠤ ᠠᠷᠭ᠎ᠠ ᠦᠭᠡᠢ᠃ | | ᠪᠡᠶ᠎ᠠ ᠶᠢᠨ ᠦᠨᠡᠮᠯᠡᠯ ᠢᠶᠠᠷ ᠭᠠᠯᠳᠤ ᠲᠡᠷᠭᠡᠨ ᠳᠤ ᠰᠠᠭᠤᠵᠤ ᠪᠤᠯᠬᠤ ᠮᠦᠷᠳᠡᠭᠡᠨ ᠵᠠᠷᠢᠮ ᠭᠠᠵᠠᠷ ᠤᠨ ᠭᠠᠯᠳᠤ | ᠲᠡᠷᠭᠡᠨ ᠤ ᠦᠷᠳᠡᠭᠡ ᠳᠤ ᠪᠠᠰᠠ ︽ᠨᠢᠭᠤᠷ ᠢ ᠢᠯᠭᠠᠨ ᠲᠠᠨᠢᠬᠤ︾ ᠴᠢᠳᠠᠪᠬᠢ ᠲᠠᠢ ᠪᠤᠯᠤᠭᠰᠠᠨ ᠪᠠᠶᠢᠨ᠎ᠠ᠃ ᠭᠡᠪᠡᠴᠤ | ︽ᠨᠢᠭᠤᠷ ᠢ ᠢᠯᠭᠠᠨ ᠲᠠᠨᠢᠬᠤ︾ ᠴᠢᠳᠠᠪᠬᠢ ᠶᠢ ᠵᠠᠪᠠᠯ ᠴᠠᠭᠠᠰᠤᠨ ᠪᠢᠯᠧᠲ ᠲᠠᠢ ᠵᠡᠷᠭᠡ ᠪᠠᠷ ᠬᠡᠷᠡᠭᠯᠡᠪᠡᠯ ᠰᠠᠶ᠋ᠢ | ᠭᠠᠯᠳᠤ ᠲᠡᠷᠭᠡᠨ ᠤ ᠦᠷᠳᠡᠭᠡᠨ ᠳᠤ ᠤᠷᠤᠵᠤ ᠪᠤᠯᠤᠨ᠎ᠠ᠃ | ᠪᠡᠯᠡᠳᠬᠡᠭᠰᠡᠨ ᠨᠢ᠄ ᠳᠠᠪᠠᠯᠭᠠᠨ |