ᠰᠦᠨᠢᠵᠢᠨ ᠠᠵᠢᠯᠯᠠᠬᠰᠠᠨ ᠤ ᠳᠠᠷᠠᠭᠠᠬᠢ ᠨᠢᠳᠦᠨ ᠤ ᠴᠢᠯᠡᠭᠡ ᠶᠢ ᠳᠦᠷᠬᠡᠨ ᠳᠡᠶᠢᠯᠬᠤ ᠤᠷ᠎ᠠ ᠳᠡᠮ ᠤᠷᠳᠤ | ᠴᠠᠬ ᠢᠶᠠᠷ ᠰᠦᠨᠢᠵᠢᠨ ᠠᠵᠢᠯᠯᠠᠭᠰᠠᠨ ᠤ ᠳᠠᠷᠠᠭ᠎ᠠ᠂ ᠶᠠᠳᠠᠷᠠᠵᠤ ᠳᠦᠢᠯᠳᠠᠬᠰᠠᠨ ᠳᠠᠨ ᠳᠤ ᠨᠢᠳᠦᠨ ᠤ ᠠᠨᠢᠰᠬ᠎ᠠ | ᠤᠨᠵᠢᠢᠬᠤ᠂ ᠨᠢᠳᠦᠨ ᠤ ᠤᠬᠤᠷᠬᠠᠢ ᠬᠦᠬᠡᠷᠡᠬᠦ᠂ ᠬᠠᠷᠠᠭ᠎ᠠ ᠪᠦᠷᠦᠬᠡᠯᠵᠡᠬᠦ᠂ ᠬᠠᠷᠠᠴᠠ ᠴᠤᠬ ᠦᠬᠡᠢ ᠪᠠᠶᠢᠳᠠᠯ ᠢᠯᠡᠷᠡᠬᠦ | ᠪᠠᠶᠢᠬ᠎ᠠ ᠳ᠋ᠠ᠃ ᠬᠡᠪᠡᠴᠤ ᠳᠡᠮ ᠲᠠᠢ ᠢᠯᠢᠵᠤ ᠰᠢᠪᠳᠤᠷᠬᠤ ᠠᠷᠭ᠎ᠠ ᠤᠳ ᠢ ᠬᠡᠷᠡᠭᠯᠡᠵᠤ ᠴᠢᠳᠡᠪᠠᠰᠤ᠂ ᠳᠠᠨ ᠤ ᠠᠷᠠᠰᠤ | ᠪᠤᠯᠴᠢᠩ ᠴᠢᠨᠢ ᠦᠩᠬᠡᠵᠢᠵᠤ᠂ ᠬᠠᠷᠠᠴᠠ ᠬᠠᠷᠠᠭ᠎ᠠ ᠴᠢᠨᠢ ᠬᠡᠷᠡᠯᠳᠦᠵᠤ ᠴᠢᠳᠠᠬᠤ ᠶᠤᠮ᠃ | ᠢᠯᠢᠵᠤ ᠰᠢᠪᠳᠤᠷᠬᠤ ᠠᠷᠭ᠎ᠠ ᠳᠡᠮ᠄ | ★ ᠬᠤᠶᠠᠷ ᠠᠯᠠᠭ᠎ᠠ ᠪᠠᠨ ᠬᠠᠪᠰᠤᠷᠭᠠᠨ ᠬᠠᠯᠠᠳᠠᠯ᠎ᠠ ᠨᠤᠬᠤᠯᠠᠭᠠᠳ ᠬᠤᠶᠠᠷ ᠨᠢᠳᠦ ᠪᠠᠨ ᠬᠦᠩᠬᠡᠬᠡᠨ ᠳᠠᠷᠤᠪᠠᠰᠤ᠂ | ᠨᠠᠮᠳᠠᠬᠤ ᠦᠢᠯᠡᠳᠦᠯ ᠭᠠᠷᠤᠨ᠎ᠠ᠃ | ★ ᠴᠢᠮᠠᠷᠬᠠᠢ ᠪᠤᠯᠤᠨ ᠵᠤᠪᠬᠢ ᠪᠠᠨ ᠬᠦᠩᠬᠡᠬᠡᠨ ᠢᠯᠢᠬᠦ ᠨᠢ ᠨᠢᠳᠤᠨ ᠤ ᠬᠡᠰᠡᠭ ᠤᠨ ᠠᠷᠠᠰᠤ ᠪᠤᠯᠴᠢᠩ ᠢ ᠳᠠᠭᠠᠳᠠᠢ | ᠪᠤᠯᠭᠠᠵᠤ ᠴᠢᠳᠠᠨ᠎ᠠ᠃ | ★ ᠵᠤᠬᠢᠬᠤ ᠬᠡᠮᠵᠢᠶᠡᠨ ᠤ ᠤ ᠶᠢ ᠨᠢᠳᠦᠨ ᠤ ᠪᠠᠨ ᠡᠷᠬᠢᠨ ᠲᠤᠭᠤᠷᠢᠨ ᠳᠤ ᠳᠦᠷᠬᠢᠵᠤ᠂ ᠤ ᠶᠢ ᠠᠷᠠᠰᠤ | ᠪᠤᠯᠴᠢᠩ ᠳᠤ ᠰᠢᠩᠬᠡᠳᠠᠯᠠ ᠬᠦᠩᠬᠡᠨ ᠢᠯᠢᠵᠤ ᠨᠤᠬᠤᠯᠠᠨ᠎ᠠ᠃ | ★ ᠬᠤᠶᠠᠷ ᠠᠯᠠᠭ᠎ᠠ ᠪᠠᠷ ᠢᠶᠠᠨ ᠨᠢᠳᠦᠨ ᠤ ᠳᠡᠬᠡᠷ᠎ᠠ ᠳᠠᠯ᠎ᠠ ᠠᠴᠠ ᠡᠬᠢᠯᠡᠨ ᠠᠨᠢᠰᠬ᠎ᠠ ᠲᠠᠢ ᠳᠠᠭᠠᠭᠤᠯᠤᠨ ᠵᠤᠪᠬᠢ ᠶᠢ | ᠳᠠᠮᠵᠢᠨ ᠴᠢᠮᠠᠷᠬᠠᠢ ᠬᠦᠷᠳᠡᠯ᠎ᠠ ᠢᠯᠢᠵᠤ ᠰᠢᠪᠳᠤᠷᠤᠨ᠎ᠠ᠃ | ★ ᠳᠤᠤᠷ᠎ᠠ ᠳᠠᠯ᠎ᠠ ᠶᠢᠨ ᠠᠨᠢᠰᠬ᠎ᠠ ᠪᠠᠨ ᠴᠤ ᠠᠳᠠᠯᠢ ᠠᠷᠭ᠎ᠠ ᠪᠠᠷ ᠠᠬᠢᠨ ᠳᠠᠬᠢᠨ ᠠᠷᠪᠠ ᠠᠴᠠ ᠤᠳᠠᠭ᠎ᠠ ᠢᠯᠢᠵᠤ | ᠰᠢᠪᠳᠤᠷᠤᠨ᠎ᠠ᠃ | ᠠᠩᠬᠠᠷᠤᠭᠤᠰᠢᠳᠠᠢ ᠵᠦᠢᠯ᠄ | ● ᠴᠢᠮᠠᠷᠬᠠᠢ ᠪᠤᠯᠤᠨ ᠨᠢᠳᠦᠨ ᠤ ᠳᠡᠬᠡᠷ᠎ᠠ ᠳᠠᠯ᠎ᠠ ᠪᠠᠨ ᠢᠯᠢᠵᠤ ᠰᠢᠪᠳᠤᠷᠬᠤ ᠳᠠᠭᠠᠨ ᠬᠦᠩᠬᠡᠬᠡᠨ ᠪᠠᠶᠢᠬᠤ ᠶᠢ | ᠠᠩᠬᠠᠷᠬᠤ ᠬᠡᠷᠡᠭᠳᠡᠢ᠂ ᠳᠡᠩᠳᠡᠬᠦᠦ ᠬᠦᠴᠦᠯᠡᠵᠤ ᠪᠤᠯᠬᠤ ᠦᠬᠡᠢ᠃ | ● ᠨᠢᠳᠦᠨ ᠤ ᠪᠠᠨ ᠡᠷᠬᠢᠨ ᠳᠤᠭᠤᠷᠢᠨ ᠳᠤ ᠦᠷᠬᠦᠯᠵᠢ ᠵᠤᠯᠤᠮ᠎ᠠ ᠳᠠᠯᠪᠢᠵᠤ ᠪᠠᠶᠢᠭᠠᠳ᠂ ᠡᠷᠬᠢᠨ ᠳᠤᠭᠤᠷᠢᠨ ᠤ | ᠠᠷᠠᠰᠤ ᠪᠤᠯᠴᠢᠩ ᠳᠤᠨᠢ ᠦᠷᠬᠦᠯᠵᠢ ᠤᠰᠤ ᠨᠦᠬᠦᠪᠦᠷᠢᠯᠡᠬᠦ ᠬᠡᠷᠡᠭᠳᠡᠢ᠃ | ● ᠳᠡᠩᠳᠡᠬᠦᠦ ᠳᠤᠰᠤᠷᠬᠠᠬ ᠤ ᠶᠢ ᠬᠡᠷᠡᠭᠯᠡᠭᠰᠡᠨ ᠤ ᠬᠡᠷᠡᠭ ᠠᠯᠠᠭ᠎ᠠ᠃ ᠳᠡᠩᠳᠡᠬᠦᠦ ᠳᠤᠰᠤᠷᠬᠠᠬ ᠤ ᠨᠢ ᠠᠷᠠᠰᠤ | ᠪᠤᠯᠴᠢᠩ ᠤᠨ ᠳᠠᠷᠤᠭᠠᠰᠤ ᠶᠢ ᠬᠦᠨᠳᠤᠷᠠᠬᠦᠯᠵᠤ᠂ ᠠᠮᠠᠷᠬᠠᠨ ᠦᠬᠡᠬᠦᠨ ᠮᠦᠬᠦᠯᠢᠭ ᠤᠳ ᠢ ᠪᠦᠷᠢᠯᠳᠦᠬᠦᠯᠬᠦ ᠪᠤᠯᠤᠨ᠎ᠠ᠃ | | ᠪᠡᠯᠡᠳᠬᠡᠭᠰᠡᠨ ᠨᠢ᠄ ᠳᠠᠪᠠᠯᠭᠠᠨ |