ᠰᠢᠨᠬᠤᠧᠠ ᠬᠤᠷᠢᠶ᠎ᠠ ᠪᠡᠭᠡᠵᠢᠩ ᠤᠨ 11 ᠰᠠᠷ᠎ᠠ ᠶᠢᠨ 19 ᠤ ᠡᠲᠦᠷ ᠤᠨ ᠴᠠᠬᠢᠯᠭᠠᠨ ᠮᠡᠲᠡᠭᠡ ︵ | ᠰᠤᠷᠪᠤᠯᠵᠢᠯᠠᠭᠴᠢ ᠸᠤᠨ ᠵᠢᠩ ᠬᠤᠧᠠ︶ ᠲᠤᠮᠲᠠᠲᠤ ᠤᠯᠤᠰ ᠤᠨ ᠰᠢᠨᠵᠢᠯᠡᠬᠦ ᠤᠬᠠᠭᠠᠨ ᠲᠧᠭᠨᠤᠯᠤᠬᠢ ᠶᠢᠨ | ᠮᠡᠷᠭᠡᠵᠢᠯ ᠤᠨ ᠰᠤᠲᠤᠯᠭᠠᠨ ᠤ ᠭᠠᠵᠠᠷ ᠤᠨ 19 ᠤ ᠡᠲᠦᠷ ᠨᠡᠢᠲᠡᠯᠡᠭᠰᠡᠨ ᠲᠤᠮᠲᠠᠲᠤ ᠤᠯᠤᠰ ᠤᠨ ᠰᠢᠨᠵᠢᠯᠡᠬᠦ | ᠤᠬᠠᠭᠠᠨ ᠲᠤᠭ᠍ᠨᠤᠯᠤᠬᠢ ᠶᠢᠨ ᠦᠬᠦᠯᠡᠯ ᠢ ᠪᠦᠷᠢᠳᠭᠡᠭᠰᠡᠨ ᠮᠡᠲᠡᠬᠦᠯᠦᠯᠲᠡ ᠳᠤ ᠮᠠᠨ ᠤ ᠤᠯᠤᠰ ᠤᠨ ᠴᠢᠨᠠᠷᠯᠢᠬ | ᠦᠬᠦᠯᠡᠯ ᠪᠤᠯᠤᠨ ᠬᠠᠯᠠᠮᠰᠢᠯ ᠦᠬᠦᠯᠡᠯ ᠤᠨ ᠲᠤᠭ᠎ᠠ ᠲᠡᠯᠡᠬᠡᠢ ᠳᠤ ᠬᠤᠶᠠᠲᠤᠭᠠᠷ ᠲᠤ ᠵᠢᠬᠰᠠᠪᠠ ᠭᠡᠵᠡᠢ᠃ ᠡᠨᠡ ᠨᠢ | ᠨᠢᠲᠤᠨᠤᠨ ᠤ ᠬᠢ ᠠᠴᠠ 1 ᠪᠠᠢᠷᠢ ᠲᠠᠪᠰᠢᠭᠰᠠᠨ ᠪᠠᠢᠨ᠎ᠠ᠃ | ᠴᠢᠨᠠᠷᠯᠢᠬ ᠦᠨᠳᠦᠷ ᠦᠬᠦᠯᠡᠯ ᠭᠡᠲᠡᠭ ᠨᠢ ᠤᠢᠷ᠎ᠠ ᠶᠢᠨ ᠠᠷᠪᠠᠨ ᠵᠢᠯ ᠤᠨ ᠬᠤᠭᠤᠴᠠᠭᠠᠨ ᠳᠤ ᠡᠯ᠎ᠡ | ᠰᠠᠯᠪᠤᠷᠢ ᠳᠤ ᠡᠰᠢᠯᠡᠭᠰᠡᠨ ᠲᠤᠭ᠎ᠠ ᠨᠢ ᠲᠡᠯᠡᠬᠡᠢ ᠶᠢᠨ 1% ᠳᠤ ᠤᠷᠤᠭᠰᠠᠨ ᠦᠬᠦᠯᠡᠯ᠃ 2009–2019 | ᠤᠨ ᠳᠤ ᠲᠤᠮᠲᠠᠲᠤ ᠤᠯᠤᠰ ᠤᠨ ᠴᠢᠨᠠᠷᠯᠢᠬ ᠦᠬᠦᠯᠡᠯ 30755 ᠪᠠᠢᠵᠤ᠂ 2008–2018 ᠤᠨ ᠤ | ᠬᠤᠭᠤᠷᠤᠨᠲᠤᠬᠢ ᠠᠴᠠ 23.9% ᠪᠠᠷ ᠨᠡᠮᠡᠭᠲᠡᠵᠦ᠂ ᠲᠡᠯᠡᠬᠡᠢ ᠶᠢᠨ 20.0% ᠶᠢ ᠡᠵᠡᠯᠡᠪᠡ᠃ | ᠬᠠᠯᠠᠮᠰᠢᠯ ᠦᠬᠦᠯᠡᠯ ᠭᠡᠲᠡᠭ ᠨᠢ ᠤᠢᠷ᠎ᠠ ᠶᠢᠨ ᠬᠤᠶᠠᠷ ᠵᠢᠯ ᠨᠡᠢᠲᠡᠯᠡᠭᠰᠡᠨ ᠦᠬᠦᠯᠡᠯ ᠨᠢ ᠤᠢᠷ᠎ᠠ ᠶᠢᠨ ᠬᠤᠶᠠᠷ | ᠰᠠᠷ᠎ᠠ ᠳᠤ ᠶᠡᠭᠡ ᠪᠠᠷ ᠡᠰᠢᠯᠡᠭᠲᠡᠨ᠂ ᠠᠰᠢᠭᠯᠠᠭᠰᠠᠨ ᠬᠡᠮᠵᠢᠶ᠎ᠠ ᠨᠢ ᠲᠤᠰ ᠰᠢᠨᠵᠢᠯᠡᠭᠡᠨ ᠤ ᠰᠠᠯᠪᠤᠷᠢ ᠶᠢᠨ 1‰ ᠳᠤ | ᠤᠷᠤᠬᠰᠠᠨ ᠦᠬᠦᠯᠡᠯ ᠪᠠᠢᠵᠤ᠂ ᠡᠨᠡ ᠨᠢ ᠬᠠᠮᠤᠭ ᠤᠨ ᠰᠢᠨ᠎ᠡ ᠰᠢᠨᠵᠢᠯᠡᠬᠦ ᠤᠬᠠᠭᠠᠨ ᠤ ᠢᠯᠡᠷᠡᠬᠦᠯᠦᠯᠲᠡ ᠪᠤᠯᠤᠨ | ᠰᠤᠲᠤᠯᠭᠠᠨ ᠤ ᠬᠠᠨᠲᠤᠰᠢ ᠶᠢ ᠬᠠᠷᠠᠭᠤᠯᠵᠤ ᠪᠠᠢᠲᠠᠭ᠃ 2019 ᠤᠨ ᠤ 9 ᠰᠠᠷ᠎ᠠ ᠪᠤᠯᠲᠠᠯ᠎ᠠ ᠪᠦᠷᠢᠳᠭᠡᠭᠰᠡᠨ ᠢᠶᠠᠷ᠂ | ᠬᠠᠯᠠᠮᠰᠢᠯ ᠦᠬᠦᠯᠡᠯ 1056 ᠪᠠᠢᠵᠤ ᠡᠨᠡ ᠨᠢ ᠲᠡᠯᠡᠬᠡᠢ ᠶᠢᠨ ᠬᠠᠯᠠᠮᠰᠢᠯ ᠦᠬᠦᠯᠡᠯ ᠤᠨ 32.6% ᠶᠢ ᠡᠵᠡᠯᠡᠵᠦ ᠪᠤᠢ | ᠃ | ᠨᠠᠶᠢᠷᠠᠭᠤᠯᠤᠭᠴᠢ᠄ ᠳᠠᠪᠠᠯᠭᠠᠨ |