ᠬᠤᠨᠢᠨ ᠤ ᠬᠠᠯᠳᠠᠪᠤᠷᠢᠲᠤ ᠴᠢᠨᠠᠷᠲᠤ ᠰᠠᠯᠢᠰᠤᠲᠤ ᠪᠦᠷᠬᠦᠪᠴᠢ ᠶᠢᠨ ᠦᠷᠪᠢᠰᠦᠯ ᠢ ᠪᠠᠰᠠ ᠨᠢᠳᠦ ᠤᠯᠠᠶᠢᠬᠤ | ᠡᠪᠡᠳᠴᠢᠨ ᠭᠡᠳᠡᠭ᠂ ᠣᠯᠠᠨ ᠵᠦᠢᠯ ᠤᠨ ᠰᠢᠯᠲᠠᠭᠠᠨ ᠠᠴᠠ ᠴᠥᠮ ᠡᠭᠦᠰᠴᠦ ᠮᠡᠳᠡᠬᠦ ᠬᠤᠨᠢᠨ ᠤ ᠰᠠᠯᠢᠰᠤᠲᠤ | ᠪᠦᠷᠬᠦᠪᠴᠢ ᠨᠢ ᠦᠷᠪᠢᠰᠬᠦ ᠬᠠᠯᠳᠠᠪᠤᠷᠢᠲᠤ ᠡᠪᠡᠳᠴᠢᠨ᠃ ᠭᠤᠣᠯ ᠢᠯᠡᠷᠡᠯ ᠨᠢ ᠨᠢᠳᠦᠨ ᠤ ᠰᠠᠯᠢᠰᠤᠲᠤ ᠪᠦᠷᠬᠦᠪᠴᠢ | ᠨᠢ ᠦᠷᠪᠢᠰᠦᠯ ᠲᠠᠢ᠂ ᠴᠢᠬᠢᠭᠲᠦᠨ ᠤᠯᠠᠶᠢᠬᠤ᠂ ᠶᠡᠭᠡ ᠬᠡᠮᠵᠢᠶ᠎ᠡ ᠪᠠᠷ ᠨᠢᠯᠪᠤᠰᠤ ᠭᠤᠭᠤᠵᠢᠬᠤ᠂ ᠬᠦᠨᠳᠦ ᠨᠣᠴᠢᠲᠠᠢ | ᠦᠶ᠎ᠡ ᠳᠤ ᠰᠠᠯᠢᠰᠤᠲᠤ ᠪᠦᠷᠬᠦᠪᠴᠢ ᠨᠢ ᠪᠤᠯᠠᠩᠭᠢᠷᠲᠤᠬᠤ ᠪᠤᠶᠤ ᠴᠢᠨᠠᠭᠰᠢᠯᠠᠪᠠᠯ ᠰᠢᠷᠬᠠᠯᠠᠭ᠎ᠠ ᠪᠣᠯᠣᠨ᠎ᠠ᠃ ᠬᠠᠪᠤᠷ | ᠨᠠᠮᠤᠷ ᠤᠨ ᠤᠯᠠᠷᠢᠯ ᠳᠤ ᠣᠯᠠᠨ ᠡᠭᠦᠰᠳᠡᠭ᠃ ᠲᠤᠰ ᠡᠪᠡᠳᠴᠢᠨ ᠢ ᠰᠡᠷᠭᠡᠶᠢᠯᠡᠨ ᠵᠠᠰᠠᠬᠤ ᠳᠤ ᠬᠢᠲᠠᠳ ᠡᠸᠦ᠋ᠷᠦᠫᠡ | ᠡᠮᠨᠡᠯᠭᠡ ᠶᠢ ᠤᠶᠠᠯᠳᠤᠭᠤᠯᠤᠨ ᠵᠠᠰᠠᠪᠠᠯ ᠬᠠᠮᠤᠭ ᠰᠠᠶᠢᠨ᠃ ᠡᠪᠡᠳᠴᠢᠨ ᠤ ᠪᠠᠶᠢᠳᠠᠯ ᠬᠥᠩᠭᠡᠨ ᠰᠢᠭ ᠢ ᠨᠢ ᠨᠡᠷᠡᠮᠡᠯ | ᠤᠰᠤᠨ ᠳᠤ 10 ᠲᠦᠮᠡᠨ ᠳᠡᠯᠡᠬᠡᠢ ᠨᠡᠶᠢᠲᠡ ᠶᠢᠨ ᠨᠢᠭᠡᠴᠢ ᠴᠢᠩ ᠮᠧᠢ ᠰᠤ᠋ ᠶᠢᠨ ᠨᠠᠳ᠋ᠷᠢ ᠶᠢ ᠠᠭᠤᠰᠬᠠᠨ ᠨᠢᠳᠦᠨ ᠡᠮ | ᠨᠠᠶᠢᠷᠠᠭᠤᠯᠵᠤ᠂ ᠡᠪᠡᠳᠴᠢᠲᠡᠢ ᠬᠤᠨᠢᠨ ᠤ ᠨᠢᠳᠦᠨ ᠳᠤ ᠳᠤᠰᠤᠭᠠᠨ ᠡᠮᠴᠢᠯᠡᠨ᠎ᠡ᠂ ᠡᠳᠦᠷ ᠪᠦᠷᠢ 2 ᠤᠳᠠᠭ᠎ᠠ᠃ | ᠡᠭᠦᠨ ᠤ ᠬᠠᠮᠲᠤ ᠲᠡᠵᠢᠭᠡᠯ ᠪᠣᠷᠳᠣᠭᠠᠨ ᠳᠤᠨᠢ ᠯᠦᠩ ᠳ᠋ᠠᠨ ᠰᠢᠶᠧ ᠭᠠᠨ ᠰᠠᠨ ᠨᠡᠮᠡᠵᠦ ᠬᠠᠪᠰᠤᠷᠭᠠᠨ ᠡᠮᠴᠢᠯᠡᠨ᠎ᠡ᠂ | ᠬᠤᠨᠢ ᠪᠦᠷᠢ 30 - 50g᠂ ᠦᠷᠭᠦᠯᠵᠢᠯᠡᠨ 3 - 5 ᠡᠳᠦᠷ ᠬᠡᠷᠡᠭᠯᠡᠨ᠎ᠡ᠃ ᠪᠦᠬᠦ ᠪᠡᠶ᠎ᠡ ᠶᠢᠨ ᠡᠪᠡᠳᠴᠢᠨ ᠤ | ᠢᠯᠡᠷᠡᠯ ᠭᠠᠷᠤᠭᠰᠠᠨ ᠬᠤᠨᠢ ᠶᠢᠨ ᠪᠣᠯᠴᠢᠩ ᠳᠤᠨᠢ ᠱᠤᠸᠠᠩ ᠬᠤᠸᠠᠩ ᠯᠢᠶᠠᠨ ᠲᠠᠷᠢᠯᠭ᠎ᠠ ᠶᠢᠨ ᠰᠢᠩᠭᠡᠨ 10ml᠂ | ᠲᠧᠥ ᠪᠦᠦ ᠰᠠᠢ ᠹᠦ᠋ ᠨᠠ 0.2 - 0.5g ᠲᠠᠷᠢᠵᠤ ᠡᠮᠨᠡᠨ ᠵᠠᠰᠠᠨ᠎ᠠ᠃ |